Эрүүл мэндийн байгууллагаас тусламж, үйлчилгээ авсан хугацааны эмнэлгийн хуудсыг цахимаар бичүүлсэн доор дурдсан даатгуулагч хөдөлмөрийн чадвар түр алдсаны болон жирэмсэн амаржсаны тэтгэмж авах хүсэлтээ цахимаар буюу даатгуулагчдад зориулсан веб https://daatguulagch.ndaatgal.mn/ -ийн тусламжтайгаар нийгмийн даатгалын байгууллагад гаргах боломжтой:
- Нийгмийн даатгалд сайн дураар даатгуулагч хөдөлмөрийн чадвар түр алдсаны болон жирэмсэн, амаржсаны тэтгэмж авах;
- Албан журмын даатгуулагч эх жирэмсэн, амаржсаны тэтгэмж авах хүсэлтээ тус тус цахимаар гаргана.
- Албан журмын буюу ажил хөдөлмөр эрхлэгч иргэн нь эрүүл мэндийн байгууллагаас тусламж, үйлчилгээ авч хөдөлмөрийн чадвар түр алдсан хугацааны цахим эмнэлгийн хуудас бичүүлсэн бол өөрийн ажил олгогчид мэдэгдэх ба ажил олгогчоос даатгуулагчийн хөдөлмөрийн чадвар түр алдсаны тэтгэмжийн мэдээллийг шалган баталгаажуулж нийгмийн даатгалын байгууллагад ирүүлнэ.
Тайлбар: цахим эмнэлгийн хуудсыг аймаг, нийслэлийн II, III шатлалын төрийн өмчийн эрүүл мэндийн байгууллага, нийслэлийн өрхийн эрүүл мэндийн төвүүд олгож байгаа болно.




ᠳᠤᠮᠤᠨ ᠶᠥᠷᠬᠠᠨᠠ ᠳᠤ ᠭᠡᠵᠦ ᠬᠡᠨ ᠪᠣᠯᠬᠤ ᠶᠢ ᠮᠡᠳᠡᠬᠦ ᠦᠭᠡᠢ ᠬᠦᠮᠦᠰ ᠶᠡᠬᠡ ᠪᠤᠢ᠃ ᠲᠠ ᠥᠪᠡᠷ ᠦᠨ ᠢᠶᠡᠨ ᠲᠠᠯᠠᠭᠠᠷᠬᠢ ᠲᠡᠦᠬᠡ ᠡᠴᠡ ᠲᠣᠪᠴᠢ ᠬᠤᠪᠢᠶᠠᠯᠴᠠᠬᠤ ᠦᠭᠡᠢ ᠤᠤ᠃ ᠬᠡᠳᠦᠨ ᠵᠢᠯ ᠦᠨ ᠳᠠᠷᠠᠭᠠ ᠮᠣᠩᠭᠣᠯ ᠳᠤ ᠢᠷᠡᠵᠦ ᠪᠠᠶᠢᠭᠠ ᠪᠤᠢ?
- ᠨᠡᠶᠢᠲᠡ ᠮᠣᠩᠭᠣᠯᠴᠤᠳ ᠲᠤ ᠪᠠᠨ ᠡᠨᠡ ᠶᠠᠷᠢᠯᠴᠠᠯᠭᠠ ᠶᠢ ᠤᠩᠰᠢᠵᠤ ᠪᠤᠢ ᠴᠠᠭ ᠤᠨ ᠮᠡᠨᠳᠦ ᠬᠦᠷᠭᠡᠶᠡ᠃ ᠪᠢ ᠮᠣᠩᠭᠣᠯ ᠳᠤ ᠲᠥᠷᠦᠵᠢ᠂ ᠥᠰᠦᠭᠰᠡᠨ᠃ ᠮᠣᠩᠭᠣᠯ ᠤᠯᠤᠰ ᠤᠨ ᠶᠡᠬᠡ ᠰᠤᠷᠭᠠᠭᠤᠯᠢ ᠦᠨ ᠡᠳ᠋ ᠍ ᠦᠨ ᠵᠠᠰᠠᠭ ᠤᠨ ᠰᠤᠷᠭᠠᠭᠤᠯᠢ ᠶᠢᠨ ᠣᠯᠠᠨ ᠤᠯᠤᠰ ᠤᠨ ᠬᠤᠳᠠᠯᠳᠤᠭᠠᠨ ᠤ ᠠᠩᠭᠢ ᠶᠢ ᠲᠡᠭᠦᠰᠴᠦ᠂ ᠨᠢᠭᠡ ᠵᠢᠯ ᠦᠨ ᠬᠤᠭᠤᠴᠠᠭᠠᠨ ᠳᠤ ᠮᠠᠷᠺᠧᠲ᠋ᠢᠩ ᠤᠨ ᠴᠢᠭᠯᠡᠯ ᠢᠶᠡᠷ ᠭᠠᠳᠠᠭᠠᠳᠤ ᠬᠤᠳᠠᠯᠳᠤᠭᠠᠨ ᠤ ᠺᠣᠮᠫᠠᠨᠢ ᠳᠤ ᠠᠵᠢᠯᠯᠠᠭᠰᠠᠨ᠃ ᠳᠠᠷᠠᠭᠠ ᠨᠢ ᠮᠠᠭᠢᠰᠲ᠋ᠷ ᠲᠤ ᠰᠤᠷᠠᠬᠤ ᠪᠠᠷ ᠠᠮᠧᠷᠢᠺᠠ ᠶᠢᠨ ᠨᠢᠭᠡᠳᠦᠭᠰᠡᠨ ᠤᠯᠤᠰ ᠢ ᠵᠣᠷᠢᠭᠰᠠᠨ ᠨᠢ ᠣᠳᠣ ᠠᠴᠠ ᠠᠷᠪᠠ ᠣᠷᠴᠢᠮ ᠵᠢᠯ ᠦᠨ ᠡᠮᠦᠨᠡ᠃ ᠺᠣᠯᠣᠷᠣᠳᠠ ᠮᠤᠵᠢ ᠶᠢᠨ ᠳᠧᠨᠸᠧᠷ ᠬᠣᠲᠠᠳ ᠡᠳ᠋ ᠍ ᠦᠨ ᠵᠠᠰᠠᠭ ᠤᠨ ᠤᠳᠤᠷᠢᠳᠤᠯᠭᠠ ᠪᠠᠷ ᠮᠠᠭᠢᠰᠲ᠋ᠷ ᠢᠶᠠᠨ ᠲᠡᠭᠦᠰᠦᠭᠰᠡᠨ᠃ ᠵᠢᠷᠭᠤᠭᠠᠨ ᠵᠢᠯ ᠦᠨ ᠳᠠᠷᠠᠭᠠ ᠮᠣᠩᠭᠣᠯ ᠳᠤ ᠪᠠᠨ ᠢᠷᠡᠵᠦ ᠪᠠᠶᠢᠨᠠ᠃ ᠰᠡᠭᠦᠯ ᠦᠨ ᠶᠢᠰᠦᠨ ᠵᠢᠯ ᠠᠮᠧᠷᠢᠺᠠ ᠳᠤ ᠠᠮᠢᠳᠤᠷᠠᠵᠤ ᠪᠠᠶᠢᠭᠠᠳ ᠬᠠᠰᠠᠭᠰᠲ᠋ᠠᠨ ᠤᠯᠤᠰ ᠲᠤ ᠢᠷᠡᠭᠡᠳ ᠵᠢᠷᠭᠤᠭᠠᠨ ᠰᠠᠷᠠ ᠪᠣᠯᠵᠤ ᠪᠠᠶᠢᠭᠠ᠃
ᠣᠳᠣ ᠪᠠᠷ ᠥᠪᠡᠷ ᠦᠨ ᠱᠠᠪᠢ ᠪᠣᠯᠬᠤ᠂ ᠬᠠᠰᠠᠭᠰᠲ᠋ᠠᠨ ᠤᠯᠤᠰ ᠤᠨ ᠲᠡᠷᠢᠭᠦᠯᠡᠬᠦ ᠲᠷᠧᠢᠳᠡᠷ ᠦᠳ ᠦᠨ ᠪᠠᠭᠠ ᠠᠴᠠ ᠪᠦᠷᠢᠳᠦᠭᠰᠡᠨ 《DK-Bull Trader》 ᠠᠺᠠᠳᠧᠮᠢ ᠶᠢ ᠡᠭᠦᠰᠬᠡᠨ ᠪᠠᠶᠢᠭᠤᠯᠵᠤ᠂ ᠠᠯᠮᠠᠲ ᠤ ᠬᠣᠲᠠᠳ ᠲᠥᠪ ᠲᠡᠢ ᠪᠡᠷ ᠦᠢᠯᠡ ᠠᠵᠢᠯᠯᠠᠭᠠ ᠶᠢ ᠪᠠᠨ ᠶᠠᠪᠤᠭᠤᠯᠵᠤ ᠪᠠᠶᠢᠨᠠ᠃ ᠮᠠᠨ ᠤ ᠠᠺᠠᠳᠧᠮᠢ ᠶᠢᠨ ᠬᠤᠪᠢ ᠳᠤ ᠬᠤᠪᠢᠴᠠᠭᠠ᠂ ᠺᠷᠢᠫᠲ᠋ᠣᠸᠠᠯᠦᠲ᠋ᠠ ᠶᠢᠨ ᠵᠠᠬᠠ ᠵᠡᠭᠡᠯᠢ ᠳᠦ ᠢᠳᠡᠪᠬᠢᠲᠡᠢ ᠠᠷᠠᠯᠵᠢᠶᠠ ᠬᠢᠳᠡᠭ 6᠂000 ᠭᠠᠷᠤᠢ ᠲᠡᠭᠦᠰᠦᠭᠴᠢ ᠲᠡᠢ᠃
- ᠬᠥᠷᠥᠩᠭᠡ ᠶᠢᠨ ᠵᠠᠬᠠ ᠵᠡᠭᠡᠯᠢ ᠶᠢ ᠰᠣᠨᠢᠷᠬᠠᠬᠤ ᠬᠦᠮᠦᠰ ᠶᠡᠬᠡ ᠪᠡᠷ ᠨᠡᠮᠡᠭᠳᠡᠵᠦ ᠪᠠᠶᠢᠭᠠ᠃ ᠥᠭᠡᠷᠡᠴᠢᠯᠡᠭᠳᠡᠵᠦ ᠪᠤᠢ ᠶᠢᠷᠲᠢᠨᠴᠦ ᠶᠢ ᠳᠠᠭᠠᠭᠠᠳ ᠪᠤᠰᠤᠳ ᠵᠠᠯᠠᠭᠤᠰ ᠤᠨ ᠵᠢᠱᠢᠭ ᠢᠶᠡᠷ ᠡᠨᠡ ᠰᠠᠯᠪᠤᠷᠢ ᠷᠤ ᠤᠷᠤᠬᠤ ᠪᠣᠯᠤᠭᠰᠠᠨ ᠤᠤ᠂ ᠡᠰᠡᠪᠡᠯ ᠥᠪᠡᠷ ᠰᠢᠯᠲᠠᠭᠠᠨ ᠨᠤᠭᠤᠳ ᠪᠠᠶᠢᠪᠠ ᠤᠤ?
- ᠪᠢ ᠠᠮᠧᠷᠢᠺᠠ ᠳᠤ ᠠᠮᠢᠳᠤᠷᠠᠵᠤ ᠪᠠᠶᠢᠬᠤ ᠳᠤ ᠪᠠᠨ ᠬᠡᠵᠢᠶᠡ ᠴᠤ ᠥᠪᠡᠷ ᠢ ᠪᠡᠨ ᠬᠤᠪᠢᠴᠠᠭᠠ ᠠᠷᠠᠯᠵᠢᠭᠴᠢ᠂ ᠬᠥᠷᠥᠩᠭᠡ ᠣᠷᠣᠭᠤᠯᠤᠭᠴᠢ ᠪᠣᠯᠤᠨᠠ ᠭᠡᠵᠦ ᠣᠭᠲᠣ ᠪᠣᠳᠣᠭᠠ ᠦᠭᠡᠢ᠃ ᠪᠢᠽᠢᠨ᠋ᠧᠰ ᠦᠨ ᠴᠢᠭᠯᠡᠯ ᠢᠶᠡᠷ ᠰᠤᠷᠠᠳᠠᠭ ᠪᠠᠶᠢᠭᠰᠠᠨ ᠪᠣᠯᠬᠣᠷ ᠡᠨᠡ ᠰᠠᠯᠪᠤᠷᠢ ᠶᠢ ᠪᠤᠰᠤᠳ ᠤᠨ ᠯᠠ ᠠᠳᠠᠯᠢ ᠰᠣᠨᠢᠷᠬᠠᠳᠠᠭ ᠪᠠᠶᠢᠭᠰᠠᠨ᠃ ᠲᠡᠨᠳᠡ ᠭᠤᠷᠪᠠᠨ ᠬᠦᠮᠦᠨ ᠦ ᠬᠣᠶᠠᠷ ᠨᠢ ᠶᠠᠮᠠᠷ ᠨᠢᠭᠡᠨ ᠪᠠᠶᠢᠳᠠᠯ ᠢᠶᠠᠷ ᠺᠷᠢᠫᠲ᠋ᠣ᠂ ᠬᠤᠪᠢᠴᠠᠭᠠ ᠲᠠᠢ ᠬᠣᠯᠪᠣᠭᠠ ᠲᠠᠢ ᠪᠠᠶᠢᠭᠰᠠᠨ ᠨᠢ ᠮᠠᠭᠠᠳ ᠦᠭᠡᠢ ᠰᠣᠨᠢᠷᠬᠠᠯ ᠢ ᠮᠠᠨᠢ ᠥᠳᠥᠭᠡᠭᠰᠡᠨ ᠪᠠᠶᠢᠬᠤ᠃
ᠰᠣᠨᠢᠷᠬᠠᠯ ᠤᠨ ᠲᠦᠪᠰᠢᠨ ᠳᠦ ᠪᠠᠶᠢᠭᠰᠠᠨ ᠨᠠᠮᠠᠢ ᠮᠡᠷᠭᠡᠵᠢᠯ ᠦᠨ ᠲᠦᠪᠰᠢᠨ ᠷᠦᠦ ᠣᠷᠣᠬᠤ ᠳᠤ ᠨᠥᠯᠦᠭᠡᠯᠡᠭᠰᠡᠨ ᠵᠦᠢᠯ ᠨᠢ ᠰᠠᠩᠬᠦᠦ ᠶᠢᠨ ᠡᠷᠬᠡ ᠴᠢᠯᠦᠭᠡᠨ ᠳᠦ ᠪᠦᠷᠢᠨ ᠬᠦᠷᠴᠢᠬᠡᠭᠰᠡᠨ ᠠᠷᠢᠽᠣᠨᠠ ᠮᠤᠵᠢ ᠶᠢᠨ 21 ᠨᠠᠰᠤᠲᠠᠢ ᠵᠠᠯᠠᠭᠤ ᠪᠠᠶᠢᠭᠰᠠᠨ ᠶᠤᠮ᠃ ᠪᠢ 24 ᠨᠠᠰᠤᠲᠠᠢ ᠭᠡᠲᠡᠯᠡ ᠡᠨᠡ ᠵᠠᠯᠠᠭᠤ ᠶᠠᠵ... ᠭᠡᠳ ᠯᠠ ᠪᠣᠳᠣᠵᠤ ᠡᠬᠢᠯᠡᠭᠰᠡᠨ᠃ ᠰᠣᠨᠢᠷᠬᠠᠭᠠᠳ ᠦᠵᠡᠲᠡᠯᠡ ᠬᠤᠪᠢᠴᠠᠭᠠ ᠠᠷᠠᠯᠵᠢᠳᠠᠭ᠂ ᠬᠥᠷᠥᠩᠭᠡ ᠣᠷᠣᠭᠤᠯᠤᠭᠴᠢ ᠨᠢᠭᠡᠨ ᠪᠠᠶᠢᠭᠰᠠᠨ᠃ ᠲᠡᠭᠦᠨ ᠡᠴᠡ ᠬᠣᠶᠢᠰᠢ ᠪᠢ ᠣᠯᠠᠨ ᠵᠢᠯ ᠢ ᠬᠥᠷᠥᠩᠭᠡ ᠶᠢᠨ ᠵᠠᠬᠠ ᠵᠡᠭᠡᠯᠢ ᠶᠢ ᠰᠤᠳᠤᠯᠬᠤ ᠳᠤ ᠵᠣᠷᠢᠭᠤᠯᠤᠭᠰᠠᠨ᠃ ᠠᠮᠧᠷᠢᠺᠠ ᠳᠤ ᠴᠢᠨᠤ ᠴᠠᠭ ᠬᠠᠮᠤᠭ ᠤᠨ ᠦᠨᠡᠲᠡᠢ ᠭᠡᠵᠦ ᠶᠠᠷᠢᠳᠠᠭ᠃ ᠪᠢ ᠲᠡᠷᠡ ᠦᠨᠡ ᠲᠡᠢ ᠴᠠᠭ ᠬᠤᠭᠤᠴᠠᠭᠠ ᠪᠠᠨ ᠡᠨᠡ ᠵᠦᠢᠯᠡᠰ ᠢ ᠨᠠᠷᠢᠨ ᠰᠤᠳᠤᠯᠬᠤ ᠳᠤ ᠵᠠᠷᠤᠴᠠᠭᠤᠯᠤᠭᠰᠠᠨ ᠬᠡᠷᠡᠭ᠃
- ᠲᠠᠨ ᠤ ᠣᠨᠴᠠᠯᠢᠭ ᠠᠷᠭᠠ ᠪᠠᠷᠢᠯ ᠤᠤ ᠭᠡᠵᠦ ᠪᠣᠳᠣᠵᠤ ᠪᠠᠶᠢᠨᠠ᠃ ᠰᠤᠷᠭᠠᠯᠲᠠ ᠳᠤ ᠪᠠᠨ ᠪᠠᠷᠢᠮᠲᠠᠯᠠᠳᠠᠭ ᠵᠠᠷᠴᠢᠮ ᠴᠢᠨᠢ ᠤᠤ ᠪᠤᠢ?
- ᠪᠢ ᠪᠠᠶᠠᠨ ᠴᠠᠳᠬᠤᠯᠠᠩ ᠠᠶᠢᠯ ᠠᠴᠠ ᠭᠠᠷᠤᠯᠲᠠᠢ ᠬᠦᠮᠦᠨ ᠪᠢᠰᠢ᠃ ᠡᠨᠡ ᠪᠣᠯ ᠮᠢᠨᠦ ᠬᠠᠮᠤᠭ ᠤᠨ ᠭᠣᠣᠯ ᠣᠨᠴᠠᠯᠢᠭ ᠪᠣᠯᠪᠠ ᠤᠤ᠃ ᠮᠣᠩᠭᠣᠯ ᠳᠤ ᠲᠦᠷᠦᠭᠰᠡᠨ ᠵᠢᠷ ᠦᠨ ᠨᠢᠭᠡᠨ ᠬᠠᠰᠠᠭ ᠵᠠᠯᠠᠭᠤ᠃ ᠠᠩᠬᠠ ᠠᠮᠧᠷᠢᠺᠠ ᠳᠤ 700 ᠠᠮᠠ.ᠳ᠋ᠣᠯᠯᠠᠷ ᠢ ᠵᠠᠮ ᠤᠨ ᠵᠠᠷᠤᠳᠠᠯ ᠳᠤ ᠪᠠᠨ ᠲᠥᠯᠥᠭᠡᠳ᠂ 300 ᠳ᠋ᠣᠯᠯᠠᠷ ᠤᠨ ᠪᠡᠯᠡᠨ ᠮᠥᠩᠭᠥ ᠲᠡᠢ ᠯᠠ ᠣᠴᠢᠵᠤ ᠪᠠᠶᠢᠭᠰᠠᠨ᠃ ᠠᠬᠠ ᠠᠴᠠ ᠪᠠᠨ 5᠂000 ᠠᠮᠠ.ᠳ᠋ᠣᠯᠯᠠᠷ ᠵᠢᠭᠡᠯᠡᠭᠡ ᠳᠦ ᠡᠬᠢᠨ ᠦ ᠰᠧᠮᠢᠰᠲ᠋ᠧᠷ ᠦᠨ ᠢᠶᠡᠨ ᠰᠤᠷᠭᠠᠯᠲᠠ ᠶᠢᠨ ᠲᠥᠯᠥᠪᠦᠷᠢ ᠶᠢ ᠲᠥᠯᠦᠴᠢᠬᠡᠭᠡᠳ ᠦᠯᠡᠳᠡᠭᠰᠡᠨ ᠲᠥᠯᠥᠪᠦᠷᠢ ᠪᠡᠨ 11 ᠴᠠᠭ ᠲᠠᠰᠤᠷᠠᠯᠲᠠ ᠦᠭᠡᠢ ᠵᠣᠭᠰᠣᠭᠠ ᠪᠠᠷ ᠢᠶᠠᠨ ᠠᠵᠢᠯᠯᠠᠭᠰᠠᠨ ᠬᠥᠯᠥᠰᠥ ᠪᠡᠷ ᠢᠶᠡᠨ ᠲᠥᠯᠦᠳᠡᠭ ᠪᠠᠶᠢᠪᠠ᠃ ᠡᠨᠡ ᠨᠢ ᠪᠢ ᠥᠪᠡᠷ ᠢ ᠪᠡᠨ ᠪᠤᠰᠤᠳ ᠠᠴᠠ ᠮᠤᠨᠳᠠᠭ ᠭᠡᠵᠦ ᠬᠡᠯᠡᠬᠦ ᠭᠡᠰᠡᠨ ᠬᠡᠷᠡᠭ ᠪᠢᠰᠢ᠃ ᠮᠤᠨᠳᠠᠭ ᠵᠠᠯᠠᠭᠤᠰ ᠮᠠᠰᠢ ᠶᠡᠬᠡ ᠪᠤᠢ᠃ ᠬᠡᠯᠡᠬᠦ ᠭᠡᠰᠡᠨ ᠭᠣᠣᠯ ᠰᠠᠨᠠᠭᠠ ᠮᠢᠨᠢ ᠡᠩ ᠦᠨ ᠨᠢᠭᠡᠨ ᠬᠠᠰᠠᠭ ᠵᠠᠯᠠᠭᠤ ᠬᠤᠪᠢᠴᠠᠭᠠᠨ ᠤ ᠬᠥᠷᠥᠩᠭᠡ ᠣᠷᠣᠭᠤᠯᠤᠯᠲᠠ ᠶᠢᠨ ᠴᠢᠭᠯᠡᠯ ᠢᠶᠡᠷ Wall Street ᠍ ᠦᠨ ᠲᠦᠪᠰᠢᠨ ᠳᠦ ᠮᠡᠳᠡᠯᠭᠡ ᠬᠤᠷᠠᠮᠲᠤᠯᠠᠭᠤᠯᠵᠤ᠂ ᠬᠥᠷᠥᠩᠭᠡ ᠣᠷᠣᠭᠤᠯᠤᠯᠲᠠ ᠬᠢᠵᠦ ᠴᠢᠳᠠᠵᠤ ᠪᠠᠶᠢᠭᠠ ᠡᠨᠡ ᠪᠣᠯᠤᠮᠵᠢ ᠪᠦᠬᠦ ᠬᠦᠨᠳᠦ ᠪᠤᠢ ᠭᠡᠳᠡᠭ ᠢ ᠬᠡᠯᠡᠬᠦ ᠭᠡᠰᠡᠨ ᠶᠤᠮ. Wall Street ᠍ ᠳᠦ ᠬᠠᠷᠠᠪᠠᠯ ᠲᠡᠨᠳᠡᠬᠢ ᠶᠢᠨ ᠵᠠᠯᠠᠭᠤᠴᠤᠳ ᠨᠢ ᠶᠡᠬᠡ ᠳᠠᠷᠤᠤ᠂ ᠡᠩ ᠦᠨ᠂ ᠰᠢᠷᠭᠠᠭᠤ ᠬᠥᠳᠡᠯᠮᠦᠷᠢᠯᠡᠵᠦ ᠥᠪᠡᠷᠰᠡᠳ ᠢ ᠪᠡᠨ ᠬᠥᠭᠵᠢᠭᠦᠯᠳᠡᠭ᠂ ᠬᠡᠳᠦᠨ ᠰᠠᠶᠠᠭᠠᠷ ᠨᠢ ᠺᠣᠮᠫᠠᠨᠢ ᠳᠤ ᠪᠠᠨ ᠠᠰᠢᠭ ᠣᠷᠣᠭᠤᠯᠵᠤ ᠢᠷᠡᠳᠡᠭ ᠬᠦᠮᠦᠰ ᠪᠠᠶᠢᠳᠠᠭ᠃
- ᠢᠳᠡᠪᠬᠢᠲᠡᠢ 6᠂000 ᠠᠷᠠᠯᠵᠢᠶᠠᠴᠢᠨ ᠪᠡᠯᠡᠳᠦᠨᠡ ᠭᠡᠳᠡᠭ ᠲᠡᠶᠢᠮᠦ ᠴᠤ ᠠᠮᠠᠷ ᠵᠦᠢᠯ ᠪᠢᠰᠢ ᠰᠢᠦ ᠳ᠋ᠡ᠃ ᠰᠤᠷᠭᠠᠯᠲᠠ ᠪᠠᠨ ᠬᠡᠷᠬᠢᠨ ᠡᠬᠢᠯᠡᠭᠦᠯᠬᠦ ᠪᠣᠯᠤᠭᠰᠠᠨ ᠲᠡᠦᠬᠡ ᠡᠴᠡ ᠪᠡᠨ ᠬᠤᠪᠢᠶᠠᠯᠴᠠᠨᠠ ᠤᠤ?
- ᠪᠢ ᠥᠪᠡᠷ ᠢᠶᠡᠨ ᠬᠥᠷᠥᠩᠭᠡ ᠶᠢᠨ ᠵᠠᠬᠠ ᠵᠡᠭᠡᠯᠢ᠂ ᠺᠷᠢᠫᠲ᠋ᠣᠸᠠᠯᠦᠲ᠋ᠠ ᠶᠢᠨ ᠲᠤᠬᠠᠢ ᠣᠯᠠᠨ ᠰᠤᠷᠭᠠᠯᠲᠠ ᠠᠪᠴᠤ ᠪᠠᠶᠢᠭᠰᠠᠨ. Wall street ᠍ ᠳᠦ ᠲᠷᠧᠢᠳᠢᠨ ᠢ᠂ ᠬᠥᠷᠥᠩᠭᠡ ᠣᠷᠣᠭᠤᠯᠤᠯᠲᠠ ᠶᠢᠨ ᠴᠢᠭᠯᠡᠯ ᠢᠶᠡᠷ ᠦᠢᠯᠡ ᠠᠵᠢᠯᠯᠠᠭᠠ ᠶᠠᠪᠤᠭᠤᠯᠳᠠᠭ ᠲᠣᠮᠣᠬᠠᠨ ᠹᠢᠷᠮ ᠡᠴᠡ ᠴᠤ ᠦᠨᠡᠲᠡᠢ ᠰᠤᠷᠭᠠᠯᠲᠠ ᠠᠪᠴᠤ᠂ ᠥᠪᠡᠷ ᠦᠨ ᠮᠡᠳᠡᠯᠢᠭ ᠲᠦ ᠪᠡᠨ ᠴᠤ ᠬᠥᠷᠥᠩᠭᠡ ᠣᠷᠣᠭᠤᠯᠵᠤ ᠢᠷᠡᠭᠰᠡᠨ᠃ ᠢᠩᠭᠢᠵᠦ ᠮᠡᠳᠡᠯᠭᠡ ᠠᠪᠤᠭᠠᠳ ᠠᠷᠠᠯᠵᠢᠶᠠ ᠬᠡᠢ ᠶᠢᠨ ᠲᠣᠭᠲᠠᠪᠤᠷᠢᠲᠠᠢ ᠣᠷᠣᠯᠭᠠ ᠲᠠᠢ ᠪᠣᠯᠤᠭᠰᠠᠨ ᠤ ᠪᠠᠨ ᠳᠠᠷᠠᠭᠠ ᠹᠡᠢᠰᠪᠥᠺ ᠢᠶᠡᠷ ᠳᠠᠮᠵᠢᠭᠤᠯᠤᠨ ᠨᠢᠭᠡ ᠵᠠᠯᠠᠭᠤ ᠠᠷᠠᠯᠵᠢᠶᠠ ᠬᠢᠬᠦ ᠶᠢ ᠵᠢᠭᠠᠵᠤ ᠥᠭᠭᠦᠭᠡᠴᠢ ᠭᠡᠬᠦ ᠬᠦᠰᠡᠯᠲᠡ ᠢᠯᠡᠭᠡᠭᠰᠡᠨ ᠢᠶᠡᠷ ᠮᠢᠨᠦ ᠰᠤᠷᠭᠠᠯᠲᠠ ᠶᠢᠨ ᠠᠵᠢᠯ ᠡᠬᠢᠯᠡᠭᠰᠡᠨ ᠲᠡᠦᠬᠡ ᠲᠡᠢ᠃ ᠶᠠᠮᠠᠷ ᠴᠤ ᠰᠤᠷᠲᠠᠯᠴᠢᠯᠠᠭᠰᠠᠨ ᠵᠦᠢᠯ ᠪᠠᠶᠢᠬᠤ ᠦᠭᠡᠢ ᠪᠠᠶᠢᠬᠤ ᠳᠤ᠂ ᠬᠦᠮᠦᠰ ᠦᠨ ᠬᠡᠯᠡᠳᠡᠭ ᠢᠶᠡᠷ ᠠᠮᠠ ᠳᠠᠮᠵᠢᠨ ᠰᠤᠷᠭᠠᠯᠲᠠ ᠶᠢᠨ ᠮᠡᠳᠡᠭᠡᠯᠡᠯ ᠲᠠᠷᠠᠵᠤ᠂ ᠵᠣᠷᠢᠵᠤ ᠢᠷᠡᠳᠡᠭ ᠰᠤᠷᠤᠯᠴᠠᠭᠴᠢ ᠳᠤ ᠨᠡᠮᠡᠭᠳᠡᠭᠰᠡᠭᠡᠷ ᠪᠠᠶᠢᠭᠰᠠᠨ᠃ ᠨᠢᠭᠡ ᠮᠡᠳᠡᠬᠦ ᠳᠦ 500᠂ 1᠂000 ᠍ ᠠᠭᠤᠯᠠ ᠪᠠᠨ ᠪᠠᠶᠢᠭᠰᠠᠨ ᠪᠣᠯ ᠣᠳᠣ 6᠂000 ᠳᠠᠪᠠᠭᠠᠳ ᠶᠠᠪᠤᠵᠤ ᠪᠠᠶᠢᠨᠠ᠃
ᠰᠤᠷᠤᠯᠴᠠᠭᠴᠢ ᠳᠤ ᠳᠤᠮᠳᠠ ᠠᠴᠠ ᠠᠮᠵᠢᠯᠲᠠ ᠲᠠᠢ ᠶᠠᠪᠤᠵᠤ ᠪᠠᠶᠢᠭᠠ ᠣᠯᠠᠨ ᠬᠦᠮᠦᠨ ᠪᠤᠢ᠃ ᠮᠢᠨᠦ ᠶᠠᠪᠤᠭᠤᠯᠳᠠᠭ ᠨᠢᠭᠡ ᠣᠹᠯᠠᠢ ᠶᠢᠨ ᠺᠦᠷᠰ 1᠂000 ᠳ᠋ᠣᠯᠯᠠᠷ ᠤᠨ ᠲᠥᠯᠥᠪᠦᠷᠢ ᠲᠡᠢ ᠪᠥᠭᠡᠳ ᠶᠢᠰᠦᠨ ᠤᠳᠠᠭᠠ ᠰᠠᠭᠤᠭᠰᠠᠨ ᠵᠠᠯᠠᠭᠤ 9᠂000 ᠳ᠋ᠣᠯᠯᠠᠷ ᠤᠨ ᠵᠠᠷᠤᠳᠠᠯ ᠢᠶᠠᠨ 10 ᠬᠣᠨᠣᠭ ᠲᠤ ᠨᠥᠬᠥᠵᠦ ᠣᠯᠤᠭᠰᠠᠨ ᠵᠢᠱᠢᠶᠡ ᠲᠡᠢ᠃ ᠵᠠᠷᠢᠮ ᠨᠢ ᠡᠳᠦᠷ ᠲᠦ 200-300 ᠠᠮᠠ.ᠳ᠋ᠣᠯᠯᠠᠷ ᠵᠠᠷᠢᠮ ᠨᠢ 800 ᠠᠮᠠ.ᠳ᠋ᠣᠯᠯᠠᠷ ᠣᠯᠵᠤ ᠶᠠᠪᠤᠨᠠ᠃ ᠬᠠᠰᠠᠭᠰᠲ᠋ᠠᠨ ᠤ ᠨᠢᠭᠡ ᠵᠢᠵᠢᠭ ᠬᠣᠲᠠᠳ ᠪᠠᠶᠢᠳᠠᠭ ᠳᠠᠷᠤᠤᠬᠠᠨ ᠠᠪᠤ ᠴᠤ ᠮᠠᠨ ᠤ ᠪᠠᠭ ᠲᠤ ᠪᠤᠢ᠃ ᠲᠡᠷᠡ ᠠᠪᠤ ᠣᠳᠣ ᠲᠣᠭᠲᠠᠪᠤᠷᠢᠲᠠᠢ ᠣᠷᠣᠯᠭᠠ ᠲᠠᠢ᠂ ᠥᠪᠡᠷ ᠦᠨ ᠭᠡᠰᠡᠨ ᠠᠷᠠᠯᠵᠢᠶᠠᠨ ᠤ ᠢᠮᠢᠵᠤ᠂ ᠰᠲᠷᠠᠲ᠋ᠧᠭᠢ ᠲᠠᠢ ᠪᠣᠯᠤᠭᠰᠠᠨ᠃ ᠲᠧᠰᠤᠯᠢᠭ ᠠᠴᠠ 300-400% ᠍ ᠦᠨ ᠠᠰᠢᠭᠲᠠᠢ ᠠᠵᠢᠯᠯᠠᠵᠤ ᠪᠠᠶᠢᠭᠠ ᠢᠨᠸᠧᠨᠰᠲ᠋ᠣᠷ ᠤᠳ ᠬᠦᠷᠲᠡᠯᠡ ᠪᠠᠶᠢᠨᠠ᠃
ᠭᠡᠬᠦ ᠳᠦ ᠪᠡᠨ ᠨᠢᠭᠡ ᠵᠦᠢᠯ ᠢ ᠬᠡᠯᠡᠬᠦ ᠳᠦ ᠬᠤᠪᠢᠴᠠᠭᠠᠨ ᠤ ᠬᠤᠳᠠᠯᠳᠤᠭᠠ᠂ ᠺᠷᠢᠫᠲ᠋ᠣᠸᠠᠯᠦᠲ᠋ᠠ ᠶᠢᠨ ᠲᠠᠯᠠ ᠪᠠᠷ ᠪᠢ ᠮᠡᠳᠡᠯᠭᠡ ᠣᠯᠭᠣᠬᠤ ᠰᠤᠷᠭᠠᠯᠲᠠ ᠣᠷᠣᠭᠰᠠᠨ ᠭᠡᠳ ᠵᠠᠪᠠᠯ ᠨᠠᠮᠠᠢ ᠳᠠᠭᠤᠷᠢᠶᠠᠬᠤ ᠶᠣᠰᠣᠲᠠᠢ ᠭᠡᠰᠡᠨ ᠦᠭᠡ ᠣᠭᠲᠣ ᠪᠢᠰᠢ᠃ ᠤᠴᠢᠷ ᠨᠢ ᠬᠦᠮᠦᠨ ᠪᠦᠷᠢ ᠶᠢᠨ ᠠᠷᠭᠠ ᠪᠠᠷᠢᠯ᠂ ᠬᠠᠷᠠᠬᠤ ᠥᠨᠴᠥᠭ᠂ ᠮᠡᠳᠡᠷᠡᠮᠵᠢ᠂ ᠰᠡᠳᠬᠢᠯ ᠬᠥᠳᠡᠯᠦᠯ ᠬᠠᠷᠢᠯᠴᠠᠨ ᠠᠳᠠᠯᠢ ᠦᠭᠡᠢ᠃ ᠵᠠᠷᠢᠮ ᠬᠦᠮᠦᠨ ᠲᠡᠪᠴᠢᠶᠡᠷᠢ ᠲᠡᠢ ᠪᠠᠶᠢᠬᠤ ᠳᠤ ᠵᠠᠷᠢᠮ ᠨᠢ ᠲᠡᠪᠴᠢᠶᠡᠷᠢ ᠦᠭᠡᠢ᠂ ᠵᠠᠷᠢᠮ ᠨᠢ ᠬᠤᠷᠳᠤᠨ ᠰᠤᠷᠠᠳᠠᠭ ᠪᠠᠶᠢᠬᠤ ᠳᠤ ᠵᠠᠷᠢᠮ ᠨᠢ ᠤᠳᠠᠭᠠᠨ ᠭᠡᠬᠦ ᠮᠡᠲᠦ᠃ ᠡᠶᠢᠮᠦ ᠳᠦ ᠮᠢᠨᠦ ᠵᠦᠭ ᠡᠴᠡ ᠲᠤᠬᠠᠢ ᠶᠢᠨ ᠬᠦᠮᠦᠨ ᠢ ᠥᠪᠡᠷ ᠦᠨ ᠢᠶᠡᠨ ᠠᠷᠭᠠ ᠪᠠᠷᠢᠯ ᠢᠶᠠᠨ ᠣᠯᠬᠤ ᠳᠤ ᠨᠢ ᠲᠤᠰᠠᠯᠠᠵᠤ᠂ ᠴᠢᠭᠯᠡᠭᠦᠯᠳᠡᠭ᠃